foiedosoa O No^ oa Seeit oa DeokEt

ᠮᠣᠩᠭᠣᠯ ᠣᠷᠣᠨ ᠳᠤ 1921 ᠣᠨ ᠳᠤ ᠠᠷᠠᠳ ᠤᠨ ᠬᠤᠪᠢᠰᠬᠠᠯ ᠢᠯᠠᠭᠰᠠᠨ ᠢᠶᠠᠷ ᠡᠷᠬᠡ ᠴᠢᠯᠦᠭᠡᠲᠡᠢ ᠲᠤᠰᠠᠭᠠᠷ ᠲᠣᠭᠲᠠᠨᠢᠭᠰᠠᠨ ᠤᠯᠤᠰ ᠢᠶᠠᠨ ᠪᠠᠶᠢᠭᠤᠯᠵᠤ᠂ ᠦᠨᠳᠦᠰᠦᠨ ᠦ ᠰᠣᠶᠣᠯ ᠢᠶᠠᠨ ᠬᠥᠭᠵᠢᠭᠦᠯᠬᠦ ᠪᠣᠯᠤᠮᠵᠢ ᠲᠠᠢ ᠪᠣᠯᠤᠭᠰᠠᠨ᠃ ᠠᠷᠠᠳ ᠤᠨ ᠬᠤᠪᠢᠰᠬᠠᠯ ᠢᠯᠠᠭᠰᠠᠨ ᠠᠴᠠ ᠬᠣᠶᠢᠰᠢ 4 ᠰᠠᠷ᠎ᠠ ᠶᠢᠨ ᠳᠠᠷᠠᠭ᠎ᠠ ᠨᠡᠶᠢᠲᠡ ᠠᠷᠠᠳ ᠲᠦᠮᠡᠨ ᠳᠦ ᠦᠢᠯᠡᠴᠢᠯᠡᠬᠦ ᠠᠩᠬᠠᠨ ᠤ ᠨᠣᠮ ᠤᠨ ᠰᠠᠩ ᠤᠨ ᠦᠨᠳᠦᠰᠦ ᠰᠠᠭᠤᠷᠢ ᠲᠠᠯᠪᠢᠭᠳᠠᠵᠤ᠂ 1921 ᠣᠨ ᠤ 11 ᠍ ᠳᠤᠭᠠᠷ ᠰᠠᠷ᠎ᠠ ᠶᠢᠨ 9 ᠍ ᠳᠤ ᠠᠷᠠᠳ ᠤᠨ ᠵᠠᠰᠠᠭ ᠤᠨ ᠭᠠᠵᠠᠷ ᠤᠨ 24 ᠍ ᠳᠤᠭᠠᠷ ᠬᠤᠷᠠᠯ ᠤᠨ ᠲᠣᠭᠲᠠᠭᠠᠯ ᠤᠨ 3 ᠍ ᠳᠤᠭᠠᠷ ᠵᠦᠢᠯ ᠳᠦ ᠰᠤᠳᠤᠷ ᠪᠢᠴᠢᠭ ᠦᠨ ᠬᠦᠷᠢᠶᠡᠯᠡᠨ ᠪᠠᠶᠢᠭᠤᠯᠬᠤ ᠪᠠᠷ ᠵᠢᠭᠠᠵᠤ ᠤᠯᠠᠮ ᠢᠶᠠᠷ ᠤᠭ ᠬᠦᠷᠢᠶᠡᠯᠡᠩ ᠦᠨ ᠡᠭᠦᠷᠭᠡ ᠵᠣᠷᠢᠯᠭ᠎ᠠ᠂ ᠵᠣᠬᠢᠶᠠᠨ ᠪᠠᠶᠢᠭᠤᠯᠤᠯᠲᠠ ᠶᠢ ᠲᠣᠳᠣᠷᠬᠠᠶᠢᠯᠠᠵᠤ ᠵᠠᠰᠠᠭ ᠤᠨ ᠭᠠᠵᠠᠷ ᠲᠤ ᠣᠷᠣᠭᠤᠯᠤᠭᠰᠠᠨ ᠢᠶᠠᠷ 1921 ᠣᠨ ᠤ 11 ᠍ ᠳᠤᠭᠠᠷ ᠰᠠᠷ᠎ᠠ ᠶᠢᠨ 19 ᠍ ᠳᠤ ᠬᠦᠷᠢᠶᠡᠯᠡᠩ ᠦᠨ ᠳᠦᠷᠢᠮ ᠢ ᠪᠠᠲᠤᠯᠠᠵᠤ ᠰᠤᠳᠤᠷ ᠪᠢᠴᠢᠭ ᠦᠨ ᠬᠦᠷᠢᠶᠡᠯᠡᠩ ᠢ ᠠᠯᠪᠠᠨ ᠶᠣᠰᠣᠭᠠᠷ ᠪᠠᠶᠢᠭᠤᠯᠵᠠᠢ᠃

ᠡᠨᠡᠬᠦ ᠬᠦᠷᠢᠶᠡᠯᠡᠩ ᠦᠨ /ᠣᠳᠣ ᠶᠢᠨ ᠰᠢᠨᠵᠢᠯᠡᠬᠦ ᠤᠬᠠᠭᠠᠨ ᠤ ᠠᠺᠠᠳᠧᠮᠢ/ ᠳᠡᠷᠭᠡᠳᠡ ᠭᠦᠨ ᠣ᠊ ∙ ᠵᠠᠮᠢᠶᠠᠨ᠂ ᠪᠢᠴᠢᠭᠡᠴᠢ ᠴ ∙ ᠪᠠᠲᠤ-ᠣᠴᠢᠷ᠂ ᠳ ∙ ᠳᠠᠰᠢᠨᠢᠮ᠎ᠠ᠂ ᠡᠷᠳᠡᠮᠲᠡᠨ ᠵ ∙ ᠰᠡᠸᠡᠩ ᠨᠠᠷ ᠬᠤᠪᠤ ᠶᠢᠨ ᠢᠶᠠᠨ ᠨᠣᠮ ᠢ ᠨᠡᠶᠢᠯᠡᠭᠦᠯᠦᠨ 2000 ᠨᠣᠮ ᠢᠶᠠᠷ ᠠᠩᠬᠠᠨ ᠤ ᠨᠣᠮ ᠤᠨ ᠰᠠᠩ ᠢ ᠪᠠᠶᠢᠭᠤᠯᠤᠭᠰᠠᠨ ᠪᠠᠶᠢᠨ᠎ᠠ᠃ ᠳᠡᠭᠡᠷᠡᠬᠢ ᠲᠣᠭᠲᠠᠭᠠᠯ ᠳᠤ ᠵᠢᠭᠠᠭᠰᠠᠨ ᠢᠶᠠᠷ ᠰᠤᠳᠤᠷ ᠪᠢᠴᠢᠭ ᠦᠨ ᠬᠦᠷᠢᠶᠡᠯᠡᠩ ᠢ ᠣᠷᠣᠰ ᠬᠤᠳᠠᠯᠳᠤᠭᠠᠴᠢᠨ ᠺᠣᠽᠢᠨ ᠤ ᠪᠠᠶᠢᠷᠢᠯᠠᠵᠤ ᠪᠠᠶᠢᠭᠰᠠᠨ ᠥᠨᠳᠥᠷ ᠪᠠᠶᠢᠰᠢᠩ ᠳᠤ ᠪᠠᠶᠢᠭᠤᠯᠬᠤ ᠪᠠᠷ ᠲᠣᠭᠲᠠᠵᠤ᠂ ᠬᠦᠷᠢᠶᠡᠯᠡᠩ ᠦᠨ ᠠᠯᠪᠠᠨ ᠬᠡᠷᠡᠭᠴᠡᠭᠡᠨ ᠳᠦ ᠵᠣᠷᠢᠭᠤᠯᠤᠨ 3000 ᠯᠠᠨ ᠮᠥᠩᠭᠥ ᠣᠯᠭᠤᠭᠰᠠᠨ ᠪᠠᠶᠢᠨ᠎ᠠ᠃ ᠰᠤᠳᠤᠷ ᠪᠢᠴᠢᠭ ᠦᠨ ᠬᠦᠷᠢᠶᠡᠯᠡᠩ ᠦᠨ ᠠᠩᠬᠠᠨ ᠤ ᠴᠢᠬᠤᠯᠠ ᠪᠠᠷᠢᠮᠲᠠ ᠪᠢᠴᠢᠭ ᠪᠣᠯᠬᠤ ᠬᠦᠷᠢᠶᠡᠯᠡᠩ ᠦᠨ ᠳᠦᠷᠢᠮ ᠢ 15 ᠵᠦᠢᠯ ᠲᠡᠢ ᠪᠡᠷ ᠪᠠᠲᠤᠯᠠᠵᠤ ᠲᠡᠭᠦᠨ ᠳᠦ ᠪᠡᠨ ᠡᠬᠡ ᠣᠷᠣᠨ ᠤ ᠲᠡᠦᠬᠡ᠂ ᠰᠣᠶᠣᠯ ᠤᠨ ᠬᠣᠯᠪᠣᠭᠳᠠᠯ ᠲᠠᠢ ᠪᠢᠴᠢᠮᠡᠯ ᠪᠣᠯᠤᠨ ᠬᠡᠪᠯᠡᠮᠡᠯ ᠨᠣᠮ ᠵᠣᠬᠢᠶᠠᠯ ᠴᠤᠭᠯᠠᠭᠤᠯᠬᠤ ᠪᠠ ᠣᠷᠴᠢᠭᠤᠯᠵᠤ ᠣᠯᠠᠰᠢᠷᠠᠭᠤᠯᠬᠤ ᠲᠠᠯ᠎ᠠ ᠪᠠᠷ ᠵᠢᠭᠠᠭᠰᠠᠨ᠄ 《ᠣᠯᠠᠨ ᠤᠯᠤᠰ ᠤᠨ ᠨᠣᠮ ᠰᠤᠳᠤᠷ ᠪᠠ ᠰᠤᠷᠭᠠᠭᠤᠯᠢ ᠶᠢᠨ ᠪᠢᠴᠢᠭ ᠦᠳ ᠡᠴᠡ ᠠᠯᠢ ᠴᠢᠬᠤᠯᠠ ᠬᠡᠷᠡᠭᠯᠡᠬᠦ ᠶᠢ ᠨᠢ ᠥᠪᠡᠷ ᠦᠨ ᠬᠡᠯᠡ ᠪᠢᠴᠢᠭ ᠲᠦ ᠲᠡᠭᠦᠪᠦᠷᠢᠯᠡᠨ ᠣᠷᠣᠭᠤᠯᠵᠤ ᠣᠯᠠᠨ ᠠᠷᠠᠳ ᠢ ᠰᠤᠷᠭᠠᠨ ᠪᠣᠯᠪᠠᠰᠤᠷᠠᠭᠤᠯᠵᠤ ᠣᠶᠤᠨ ᠢ ᠰᠤᠳᠤᠯᠤᠭᠤᠯᠬᠤ ᠭᠡᠵᠡᠢ᠃

1940 ᠣᠨ ᠳᠤ ᠰᠢᠨᠵᠢᠯᠡᠬᠦ ᠤᠬᠠᠭᠠᠨ ᠤ ᠬᠦᠷᠢᠶᠡᠯᠡᠩ ᠦᠨ ᠤᠳᠤᠷᠢᠳᠤᠯᠭ᠎ᠠ ᠶᠢᠨ ᠵᠥᠪᠯᠡᠭᠡᠨ ᠳᠡᠭᠡᠷ᠎ᠡ ᠨᠣᠮ ᠤᠨ ᠰᠠᠩ ᠤᠨ ᠳᠦᠷᠢᠮ ᠢ ᠪᠠᠲᠤᠯᠠᠵᠤ ᠲᠤᠰ ᠨᠣᠮ ᠤᠨ ᠰᠠᠩ ᠢ 》ᠤᠯᠤᠰ ᠨᠡᠶᠢᠲᠡ ᠶᠢᠨ ᠨᠣᠮ ᠤᠨ ᠰᠠᠩ《 ᠭᠡᠵᠦ ᠨᠡᠷᠡᠯᠡᠵᠦ ᠪᠠᠶᠢᠬᠤ᠂ ᠲᠡᠭᠦᠨ ᠦ ᠣᠷᠣᠨ ᠲᠣᠭ᠎ᠠ᠂ ᠲᠥᠰᠦᠪ ᠵᠠᠷᠤᠳᠠᠯ ᠢ ᠨᠡᠮᠡᠭᠳᠡᠭᠦᠯᠵᠡᠢ᠃ ᠤᠯᠤᠰ ᠤᠨ ᠠᠷᠠᠳ ᠠᠵᠤ ᠠᠬᠤᠢ᠂ ᠰᠣᠶᠣᠯ ᠢ ᠬᠥᠭᠵᠢᠭᠦᠯᠬᠦ ᠠᠩᠬᠠᠳᠤᠭᠠᠷ ᠲᠠᠪᠤᠨ ᠵᠢᠯ ᠦᠨ ᠡᠬᠢᠨ ᠦ ᠠᠵᠢᠯ ᠳᠤ ᠤᠯᠤᠰ ᠤᠨ ᠲᠥᠪ ᠨᠣᠮ ᠤᠨ ᠰᠠᠩ ᠤᠨ 3 ᠳᠠᠪᠬᠤᠷ ᠪᠠᠷᠢᠯᠭ᠎ᠠ ᠳᠤ 4 ᠰᠠᠶ᠋ᠢ 560 ᠮᠢᠩᠭᠠᠨ ᠲᠥᠭᠦᠷᠢᠭ ᠦᠨ ᠲᠥᠰᠦᠪ ᠢ ᠪᠠᠲᠤᠯᠠᠵᠤ ᠳᠠᠷᠠᠭ᠎ᠠ ᠳᠠᠷᠠᠭ᠎ᠠ ᠶᠢᠨ ᠵᠢᠯ ᠳᠦ ᠲᠥᠰᠦᠪ ᠲᠦ ᠲᠤᠰᠬᠠᠭᠳᠠᠵᠤ 1951 ᠣᠨ ᠳᠤ ᠣᠳᠣ ᠶᠢᠨ 3 ᠳᠠᠪᠬᠤᠷ ᠪᠠᠷᠢᠯᠭ᠎ᠠ ᠠᠰᠢᠭᠯᠠᠯᠲᠠᠨ ᠳᠤ ᠣᠷᠣᠵᠤ᠂ ᠨᠣᠮ ᠤᠨ ᠰᠠᠩ ᠤᠨ ᠨᠣᠮ ᠬᠡᠪᠯᠡᠯ ᠢ ᠨᠣᠮ ᠤᠨ ᠰᠠᠩ ᠤᠨ ᠠᠷᠭ᠎ᠠ ᠠᠵᠢᠯᠯᠠᠭᠠᠨ ᠤ ᠳᠠᠭᠠᠤ ᠵᠣᠬᠢᠶᠠᠨ ᠪᠠᠶᠢᠭᠤᠯᠵᠤ᠂ ᠨᠣᠮ ᠤᠨ ᠰᠠᠩ ᠤᠨ ᠦᠢᠯᠡᠴᠢᠯᠡᠭᠡᠨ ᠦ ᠬᠦᠷᠢᠶ᠎ᠡ ᠥᠷᠭᠡᠵᠢᠭᠰᠡᠨ ᠪᠠᠶᠢᠨ᠎ᠠ᠃