FoiilecilekEa O Jiro^

YeroekkEiilekcI iia NeremjidO foeksil) t iia Deekku^ dO MoirdeK Jiro^


ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠨᠡᠷᠡᠮᠵᠢᠲᠦ ᠲᠠᠩᠬᠢᠮ ᠢᠶᠠᠷ ᠦᠢᠯᠡᠴᠢᠯᠡᠭᠦᠯᠬᠦ ᠳᠦ ᠪᠡᠨ ᠡᠨᠡᠬᠦ ᠵᠢᠷᠤᠮ ᠢ ᠪᠠᠷᠢᠮᠲᠠᠯᠠᠨ᠎ᠠ᠃
ᠨᠢᠭᠡ᠃ ᠶᠡᠷᠦᠩᠬᠡᠢ ᠵᠦᠢᠯ᠄
- ᠲᠤᠰ ᠲᠠᠩᠬᠢᠮ ᠳᠤ ᠳᠣᠲᠣᠭᠠᠳᠤ᠂ ᠭᠠᠳᠠᠭᠠᠳᠤ ᠶᠢᠨ ᠡᠷᠳᠡᠮᠲᠡᠨ ᠰᠤᠳᠤᠯᠤᠭᠠᠴᠢᠳ᠂ ᠮᠠᠭᠢᠰᠲ᠋ᠷ ᠠᠴᠠ ᠳᠡᠭᠡᠭᠰᠢ ᠵᠡᠷᠭᠡ ᠴᠣᠯᠠᠲᠠᠢ ᠶᠡᠬᠡ ᠳᠡᠭᠡᠳᠦ ᠰᠤᠷᠭᠠᠭᠤᠯᠢ ᠶᠢᠨ ᠪᠠᠭᠰᠢ ᠨᠠᠷ᠂ ᠡᠷᠳᠡᠮ ᠰᠢᠨᠵᠢᠯᠡᠭᠡᠨ ᠦᠢ ᠠᠵᠢᠯᠲᠠᠨ᠂ ᠳ᠋ᠣᠺᠲ᠋ᠣᠷᠠᠨᠲ ᠨᠠᠷ ᠦᠢᠯᠡᠴᠢᠯᠡᠭᠦᠯᠦᠨ᠎ᠡ᠃
- ᠮᠣᠩᠭᠣᠯ ᠰᠤᠳᠤᠯᠤᠯ ᠤᠨ ᠨᠣᠮ ᠤᠨ ᠹᠣᠨᠳ᠋ᠠᠨ ᠠᠴᠠ 1ᠤᠳᠠᠭ᠎ᠠ ᠶᠢᠨ ᠵᠠᠬᠢᠶᠠᠯᠠᠭ᠎ᠠ ᠪᠠᠷ 4ᠬᠦᠷᠲᠡᠯ᠎ᠡ ᠨᠣᠮ᠂ ᠡᠷᠳᠡᠮ ᠦᠨ ᠵᠡᠷᠭᠡ ᠬᠠᠮᠠᠭᠠᠯᠠᠭᠰᠠᠨ ᠪᠦᠲᠦᠭᠡᠯ ᠳ᠋ᠢᠰᠰᠧᠷᠲ᠋ᠠᠼᠢ 2 ᠍ ᠠᠴᠠ ᠢᠯᠡᠭᠦᠦ ᠦᠭᠡᠢ ᠣᠯᠭᠤᠵᠤ ᠤᠩᠰᠢᠭᠤᠯᠤᠨ᠎ᠠ᠃
- ᠭᠠᠷ ᠪᠢᠴᠢᠮᠡᠯ᠂ ᠪᠠᠷᠰ ᠤᠨ ᠨᠣᠮ ᠢ ᠹᠣᠨᠳ᠋ ᠍ ᠤᠨ ᠬᠠᠳᠠᠭᠠᠯᠠᠮᠵᠢ ᠶᠢᠨ ᠳᠠᠷᠤᠭ᠎ᠠ ᠶᠢᠨ ᠵᠥᠪᠰᠢᠶᠡᠷᠡᠯ ᠢᠶᠡᠷ ᠵᠥᠪᠬᠡᠨ ᠴᠠᠬᠢᠮ ᠬᠡᠯᠪᠡᠷᠢ ᠪᠡᠷ ᠦᠵᠡᠨ᠎ᠡ᠃ ᠡᠨᠡ ᠦᠶ᠎ᠡ ᠳᠦ ᠲᠡᠮᠳᠡᠭᠯᠡᠯ ᠬᠥᠲᠥᠯᠬᠦ ᠬᠡᠯᠪᠡᠷᠢ ᠪᠡᠷ notebookᠠᠰᠢᠭᠯᠠᠬᠤ ᠶᠢᠨ ᠵᠥᠪᠰᠢᠶᠡᠷᠡᠨ᠎ᠡ᠃
- ᠤᠩᠰᠢᠭᠴᠢ ᠨᠢ ᠰᠤᠳᠤᠷ ᠤᠨ ᠪᠦᠷᠢᠨ ᠪᠦᠲᠦᠨ ᠪᠠᠶᠢᠳᠠᠯ ᠢ ᠨᠣᠮ ᠤᠨ ᠰᠠᠩᠴᠢ ᠶᠢᠨ ᠳᠡᠷᠭᠡᠳᠡ ᠰᠢᠯᠭᠠᠵᠤ ᠠᠪᠬᠤ ᠪᠠ ᠭᠡᠮᠲᠦᠭᠡᠭᠰᠡᠨ ᠲᠣᠬᠢᠶᠠᠯ ᠳᠤ ᠨᠣᠮ ᠤᠨ ᠰᠠᠩ ᠤᠨ ᠬᠠᠤᠯᠢ ᠪᠤᠰᠤᠳ ᠬᠣᠯᠪᠣᠭᠳᠠᠬᠤ ᠬᠠᠤᠯᠢ ᠪᠣᠯᠤᠨ ᠪᠠᠶᠢᠭᠤᠯᠤᠯᠭ᠎ᠠ ᠶᠢᠨ ᠵᠢᠷᠤᠮ ᠳᠤ ᠵᠢᠭᠠᠭᠰᠠᠨ ᠤ ᠳᠠᠭᠠᠤ ᠬᠠᠷᠢᠭᠤᠴᠠᠯᠭ᠎ᠠ ᠬᠦᠯᠢᠶᠡᠨ᠎ᠡ᠃
- ᠦᠢᠯᠡᠴᠢᠯᠡᠭᠡ ᠬᠠᠭᠠᠬᠤ ᠠᠴᠠ 1 ᠴᠠᠭ 30ᠮᠢᠨᠦ᠋ᠲ ᠤᠨ ᠵᠠᠬᠢᠶᠠᠯᠠᠭ᠎ᠠ ᠬᠦᠯᠢᠶᠡᠨ ᠠᠪᠤᠯᠲᠠ ᠵᠣᠭᠰᠣᠵᠤ᠂ 30ᠮᠢᠨᠦ᠋ᠲ ᠤᠨ ᠡᠮᠦᠨ᠎ᠡ ᠨᠣᠮ᠂ ᠮᠠᠲ᠋ᠧᠷᠢᠶᠠᠯ ᠢ ᠬᠤᠷᠢᠶᠠᠵᠤ ᠠᠪᠤᠨ᠎ᠠ᠃
ᠬᠣᠶᠠᠷ᠃ ᠬᠤᠷᠢᠭᠯᠠᠬᠤ ᠵᠦᠢᠯᠡᠰ᠄
- ᠵᠠᠬᠢᠶᠠᠯᠠᠭᠰᠠᠨ ᠨᠣᠮ᠂ ᠰᠤᠳᠤᠷ᠂ ᠳ᠋ᠢᠰᠰᠧᠷᠲ᠋ᠠᠼᠢ ᠶᠢ ᠲᠠᠩᠬᠢᠮ ᠠᠴᠠ ᠠᠪᠴᠤ ᠭᠠᠷᠬᠤ᠂
- ᠮᠣᠩᠭᠣᠯ ᠰᠤᠳᠤᠯᠤᠯ ᠤᠨ ᠨᠣᠮ᠂ ᠰᠤᠳᠤᠷ᠂ ᠳ᠋ᠢᠰᠰᠧᠷᠲ᠋ᠠᠼᠢ ᠶᠢ ᠬᠤᠪᠢᠯᠤᠨ ᠣᠯᠠᠰᠢᠷᠠᠭᠤᠯᠬᠤ᠂ ᠳᠦᠷᠰᠦ ᠪᠢᠴᠢᠯᠭᠡ ᠬᠢᠬᠦ᠂ ᠡᠬᠡ ᠬᠡᠷᠡᠭᠯᠡᠭᠳᠡᠬᠦ ᠡᠴᠡ ᠵᠢᠷᠤᠭ ᠠᠪᠬᠤ᠂
- ᠲᠠᠩᠬᠢᠮ ᠳᠤ ᠤᠲᠠᠰᠤ ᠪᠠᠷ ᠶᠠᠷᠢᠬᠤ᠂ ᠺᠣᠹᠧ᠂ᠤᠰᠤ᠂ᠴᠠᠢ᠂ᠬᠣᠭᠣᠯᠠ ᠢᠳᠡᠵᠦ ᠤᠤᠭᠤᠬᠤ ᠪᠣᠯᠤᠨ ᠭᠠᠳᠠᠭᠤᠷ ᠬᠤᠪᠴᠠᠰᠤ᠂ᠴᠦᠩᠬᠦ ᠲᠡᠢ ᠤᠷᠤᠬᠤ᠂
ᠭᠤᠷᠪᠠ᠃ ᠬᠠᠷᠢᠭᠤᠴᠠᠯᠭ᠎ᠠ᠄
- ᠳᠡᠭᠡᠷᠡᠬᠢ ᠵᠢᠭᠠᠯᠲᠠ ᠨᠤᠭᠤᠳ ᠢ ᠵᠥᠷᠢᠴᠡᠭᠰᠡᠨ ᠲᠣᠬᠢᠶᠠᠯᠳᠤᠯ ᠳᠤ 《ᠨᠣᠮ ᠤᠨ ᠰᠠᠩ ᠤᠨ ᠲᠤᠬᠠᠢ ᠬᠠᠤᠯᠢ ᠶᠢᠨ 26ᠳ᠋ᠤᠭᠠᠷ ᠵᠦᠢᠯ ᠦᠨ 26.1᠍ ᠳᠡᠬᠢ᠂ 《ᠰᠤᠶᠤᠯ ᠤᠨ ᠥᠪ ᠢ ᠬᠠᠮᠠᠭᠠᠯᠠᠬᠤ》 ᠲᠤᠬᠠᠢ ᠬᠠᠤᠯᠢ ᠶᠢᠨ 23 ᠳ᠋ᠤᠭᠠᠷ ᠵᠦᠢᠯ ᠦᠨ 23.1.3 ᠍ ᠳᠦ ᠵᠢᠭᠠᠭᠰᠠᠨ ᠤ ᠳᠠᠭᠠᠤ ᠬᠠᠷᠢᠭᠤᠴᠠᠯᠭ᠎ᠠ ᠬᠦᠯᠢᠶᠡᠯᠭᠡᠬᠦ᠂ ᠪᠣᠯᠪᠡᠰᠥᠷᠡᠯ ᠰᠣᠶᠣᠯ ᠰᠢᠨᠵᠢᠯᠡᠭᠥ ᠣᠡᠡᠡᠭᠠᠡ ᠣ ᠰᠠᠶᠢᠳ ᠤᠨ 2007 ᠣᠨ ᠤ 11 ᠳᠦᠭᠡᠷ ᠰᠠᠷ᠎ᠠ ᠶᠢᠨ 8 ᠍ ᠤ ᠳ᠋ᠤᠭᠠᠷ 415ᠲᠤᠰᠢᠶᠠᠯ ᠢᠶᠠᠷ ᠪᠠᠲᠤᠯᠠᠭᠳᠠᠭᠰᠠᠨ 《ᠠᠯᠳᠠᠭᠳᠠᠭᠰᠠᠨ ᠪᠤᠶᠤ ᠭᠡᠮᠲᠦᠭᠡᠭᠰᠡᠨ ᠨᠣᠮ ᠬᠡᠪᠯᠡᠯ ᠲᠥᠯᠥᠭᠦᠯᠬᠦ ᠵᠢᠷᠤᠮ》 ᠍ ᠤᠨ ᠳᠠᠭᠠᠤ ᠲᠥᠯᠥᠪᠦᠷᠢ ᠲᠣᠭᠠᠴᠠᠬᠤ ᠪᠣᠯᠤᠨ ᠲᠤᠰ ᠲᠠᠩᠬᠢᠮ ᠢᠶᠠᠷ ᠦᠢᠯᠡᠴᠢᠯᠡᠭᠦᠯᠬᠦ ᠡᠷᠬᠡ ᠶᠢ ᠬᠠᠰᠤᠨ᠎ᠠ᠃

 

Yeket foeksil) t iia Deekku^ dO MoirdeK Jiro^


ᠨᠢᠭᠡ᠃ ᠨᠡᠶᠢᠲᠡᠯᠢᠭ ᠦᠨᠳᠦᠰᠦᠯᠡᠯ
1.1 МҮНС ᠍ ᠶᠢᠨ ᠶᠡᠬᠡ ᠤᠩᠰᠢᠯᠭ᠎ᠠ ᠶᠢᠨ ᠲᠠᠩᠬᠢᠮ ᠳᠤ ᠡᠨᠡᠬᠦ ᠵᠢᠷᠤᠮ ᠢ ᠮᠥᠷᠳᠡᠯᠭᠡ ᠪᠣᠯᠭᠠᠨ ᠠᠵᠢᠯᠯᠠᠨ᠎ᠠ᠃
1.2 ᠨᠣᠮ ᠬᠡᠪᠯᠡᠯ ᠢ ᠰᠤᠷᠲᠠᠯᠴᠢᠯᠠᠬᠤ᠂ ᠤᠩᠰᠢᠭᠴᠢ ᠬᠡᠷᠡᠭᠴᠢᠳ ᠲᠦ ᠬᠦᠷᠭᠡᠬᠦ ᠦᠢᠯᠡ ᠠᠵᠢᠯᠯᠠᠭ᠎ᠠ ᠶᠢ ᠵᠣᠬᠢᠴᠠᠭᠤᠯᠬᠤ ᠳᠤ ᠡᠨᠡᠬᠦ ᠵᠢᠷᠤᠮ ᠤᠨ ᠵᠣᠷᠢᠯᠭ᠎ᠠ ᠣᠷᠣᠰᠢᠨ᠎ᠠ᠃
1.3 МҮНС ᠍ ᠶᠢᠨ ᠳᠦᠷᠢᠮ᠂ 《ᠮᠣᠩᠭᠣᠯ ᠣᠠ ᠥᠡᠳᠥᠰᠥᠠ ᠣ ᠨᠣᠮ ᠣᠠ ᠰᠡᠡᠩ᠍ ᠦᠨ ᠬᠥᠳᠡᠯᠮᠦᠷᠢ ᠶᠢᠨ ᠳᠣᠲᠣᠭᠠᠳᠤ ᠵᠢᠷᠤᠮ》 ᠪᠣᠯᠤᠨ ᠪᠤᠰᠤᠳ ᠬᠣᠯᠪᠣᠭᠣᠳᠠᠬᠤ ᠬᠠᠤᠯᠢ ᠲᠣᠭᠲᠠᠭᠠᠮᠵᠢ ᠶᠢ ᠪᠠᠷᠢᠮᠲᠠᠯᠠᠨ ᠠᠵᠢᠯᠯᠠᠨ᠎ᠠ᠃

ᠬᠣᠶᠠᠷ᠃ ᠶᠡᠬᠡ ᠤᠩᠰᠢᠯᠭ᠎ᠠ ᠶᠢᠨ ᠲᠠᠩᠬᠢᠮ ᠨᠢ ᠳᠣᠣᠷ᠎ᠠ ᠳᠤᠷᠠᠳᠤᠭᠰᠠᠨ ᠦᠢᠯᠡ ᠠᠵᠢᠯᠯᠠᠭ᠎ᠠ ᠶᠠᠪᠤᠭᠤᠯᠤᠨ᠎ᠠ
2.1 ᠶᠡᠬᠡ ᠤᠩᠰᠢᠯᠭ᠎ᠠ ᠶᠢᠨ ᠲᠠᠩᠬᠢᠮ ᠨᠢ ᠨᠣᠮ ᠬᠡᠪᠯᠡᠯ ᠦᠨ ᠪᠦᠲᠦᠭᠡᠭᠳᠡᠬᠦᠨ ᠢᠶᠡᠷ ᠳᠠᠮᠵᠢᠭᠤᠯᠤᠨ ᠠᠯᠪᠠᠨ ᠪᠤᠰᠤ ᠰᠤᠷᠭᠠᠯᠲᠠ ᠶᠢ ᠳᠡᠮᠵᠢᠬᠦ᠂ ᠲᠠᠨᠢᠨ ᠮᠡᠳᠡᠬᠦᠢ ᠶᠢ ᠬᠥᠭᠵᠢᠭᠦᠯᠬᠦ᠂ ᠤᠩᠰᠢᠭᠴᠢ ᠦᠢᠯᠡᠴᠢᠯᠡᠭᠦᠯᠦᠭᠴᠢᠳ ᠦᠨ ᠴᠢᠯᠦᠭᠡᠲᠦ ᠴᠠᠭ ᠤᠨ ᠵᠥᠪ ᠪᠣᠯᠪᠠᠰᠤᠨ ᠥᠩᠭᠡᠷᠡᠭᠦᠯᠬᠦ ᠲᠠᠭᠠᠲᠠᠢ ᠣᠷᠴᠢᠨ ᠢ ᠪᠦᠷᠢᠳᠦᠭᠦᠯᠬᠦ ᠨᠣᠮ ᠰᠣᠨᠢᠨ᠂ ᠰᠡᠳᠬᠦᠯ ᠭᠠᠳᠠᠭᠠᠳᠤ ᠬᠡᠯᠡ ᠳᠡᠭᠡᠷᠡᠬᠢ ᠨᠣᠮ ᠵᠣᠬᠢᠶᠠᠯ ᠲᠣᠭᠲᠠᠮᠠᠯ ᠬᠡᠪᠯᠡᠯ ᠢᠶᠡᠷ ᠤᠩᠰᠢᠭᠴᠢᠳ ᠲᠤ ᠰᠢᠭᠤᠷᠬᠠᠢ ᠦᠢᠯᠡᠴᠢᠯᠡᠬᠦ ᠡᠭᠦᠷᠭᠡ ᠶᠢ ᠭᠦᠢᠴᠡᠳᠭᠡᠨ᠎ᠡ᠃
2.2 ᠲᠤᠰ ᠲᠠᠩᠬᠢᠮ ᠨᠢ ᠢᠷᠭᠡᠨ ᠦ ᠦᠨᠡᠮᠯᠡᠬᠦ ᠪᠣᠯᠤᠨ ᠤᠩᠰᠢᠯᠭ᠎ᠠ ᠶᠢᠨ ᠲᠠᠩᠬᠢᠮ ᠤᠨ ᠡᠯᠧᠺᠲ᠋ᠷᠣᠨ ᠦᠨᠡᠮᠯᠡᠬᠦ ᠪᠡᠷ ᠳᠣᠲᠣᠭᠠᠳᠤ᠂ ᠭᠠᠳᠠᠭᠠᠳᠤ ᠶᠢᠨ ᠤᠩᠰᠢᠭᠴᠢᠳ ᠲᠤ ᠦᠢᠯᠡᠴᠢᠯᠡᠨ᠎ᠡ᠃
2.3 ᠶᠡᠬᠡ ᠤᠩᠰᠢᠯᠭ᠎ᠠ ᠶᠢᠨ ᠲᠠᠩᠬᠢᠮ ᠳᠤ ᠥᠪᠡᠷ ᠦᠨ ᠦᠢᠯᠡ ᠠᠵᠢᠯᠯᠠᠭ᠎ᠠ ᠶᠢ ᠣᠯᠠᠨ ᠨᠡᠶᠢᠲᠡ ᠳᠦ ᠰᠤᠷᠲᠠᠯᠴᠢᠯᠠᠬᠤ᠂
ᠵᠣᠷᠢᠯᠭ᠎ᠠ ᠪᠠᠷ ᠰᠢᠨ᠎ᠡ ᠪᠣᠯᠤᠨ ᠰᠡᠳᠦᠪᠴᠢᠯᠡᠭᠰᠡᠨ ᠨᠣᠮ ᠤᠨ ᠦᠵᠡᠰᠬᠦᠯᠡᠩ ᠢ ᠭᠠᠷᠭᠠᠬᠤ᠂ ᠠᠭᠤᠯᠵᠠᠯᠲᠠ ᠬᠡᠯᠡᠯᠴᠡᠭᠦᠯᠭᠡ ᠪᠣᠯᠤᠨ ᠰᠤᠶᠤᠯ ᠣᠯᠠᠨ ᠨᠡᠶᠢᠲᠡ ᠶᠢᠨ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠤᠨ᠎ᠠ᠃
ᠭᠤᠷᠪᠠ᠃ ᠨᠣᠮ ᠤᠨ ᠰᠠᠩᠴᠢ ᠶᠢᠨ ᠡᠭᠦᠷᠭᠡ
3.1 ᠨᠣᠮ ᠤᠨ ᠰᠠᠩᠴᠢ ᠨᠢ ᠪᠠᠲᠤᠯᠠᠭᠳᠠᠭᠰᠠᠨ ᠴᠠᠭ ᠤᠨ ᠬᠤᠪᠢᠶᠠᠷᠢ ᠶᠢᠨ ᠳᠠᠭᠠᠤ ᠤᠩᠰᠢᠭᠴᠢᠳ ᠲᠤ ᠲᠦᠷᠭᠡᠨ ᠰᠢᠭᠤᠷᠬᠠᠢ ᠦᠢᠯᠡᠴᠢᠯᠡᠨ᠎ᠡ᠃
3.2 ᠨᠣᠮ ᠤᠨ ᠰᠠᠩ ᠤᠨ ᠳᠦᠷᠢᠮ᠂ ᠵᠢᠷᠤᠮ ᠢ ᠤᠩᠰᠢᠭᠴᠢᠳ ᠲᠤ ᠲᠠᠨᠢᠯᠴᠠᠭᠤᠯᠵᠤ ᠮᠡᠳᠡᠭᠡᠯᠡᠯ ᠥᠭᠭᠦᠨ᠎ᠡ᠃
3.3 ᠨᠣᠮ ᠬᠡᠪᠯᠡᠯ ᠣᠯᠭᠣᠬᠤ᠂ ᠪᠤᠴᠠᠭᠠᠵᠤ ᠠᠪᠬᠤ ᠳᠤ ᠪᠠᠨ ᠨᠣᠮ ᠤᠨ ᠪᠦᠷᠢᠨ ᠪᠦᠲᠦᠨ ᠪᠠᠶᠢᠳᠠᠯ ᠢ ᠰᠢᠯᠭᠠᠨ᠎ᠠ᠃
3.4 ᠨᠣᠮ ᠤᠨ ᠰᠠᠩᠴᠢ ᠶᠢᠨ ᠪᠤᠷᠤᠭᠤ ᠠᠴᠠ ᠨᠣᠮ ᠠᠯᠠᠳᠠᠭᠰᠠᠨ ᠲᠣᠬᠢᠶᠠᠯᠳᠤᠯ ᠳᠤ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ ᠤ ᠰᠠᠶᠢᠳ ᠤᠨ 2007ᠣᠨ ᠤ 11ᠳᠦᠭᠡᠷ ᠰᠠᠷ᠎ᠠ ᠶᠢᠨ 8᠍ ᠤ ᠡᠳᠦᠷ ᠦᠨ 415 ᠳ᠋ᠤᠭᠠᠷ ᠲᠤᠰᠢᠶᠠᠯ ᠢᠶᠠᠷ ᠪᠠᠲᠤᠯᠠᠭᠳᠠᠭᠰᠠᠨ 《ᠠᠯᠳᠠᠭᠳᠠᠭᠰᠠᠨ ᠪᠤᠶᠤ ᠭᠡᠮᠲᠦᠭᠡᠭᠰᠡᠨ ᠨᠣᠮ᠂ ᠬᠡᠪᠯᠡᠯ ᠢ ᠲᠥᠯᠥᠭᠦᠯᠬᠦ ᠵᠢᠷᠤᠮ》᠍ ᠶᠢᠨ 2ᠳ᠋ᠤᠭᠠᠷ ᠵᠦᠢᠯ ᠳᠣ ᠵᠢᠭᠠᠭᠰᠠᠨ ᠳᠠᠭᠠᠤ ᠪᠠᠷᠢᠮᠲᠠᠯᠠᠨ ᠲᠥᠯᠦᠭᠦᠯᠦᠨ᠎ᠡ᠃
3.5 ᠶᠡᠬᠡ ᠤᠩᠰᠢᠯᠭ᠎ᠠ ᠶᠢᠨ ᠲᠠᠩᠬᠢᠮ ᠤᠨ ᠲᠣᠨᠣᠭ ᠲᠥᠬᠥᠭᠡᠷᠦᠮᠵᠢ ᠶᠢᠨ ᠪᠦᠷᠢᠨ ᠪᠦᠲᠦᠨ ᠪᠠᠶᠢᠳᠠᠯ ᠢ ᠬᠠᠷᠢᠭᠤᠴᠠᠨ᠎ᠠ᠃
3.6 ᠲᠥᠯᠥᠪᠦᠷᠢ ᠳᠦ ᠦᠢᠯᠡᠴᠢᠯᠡᠭᠡ ᠶᠢ ᠪᠠᠲᠤᠯᠠᠭᠳᠠᠭᠰᠠᠨ ᠵᠢᠷᠤᠮ ᠲᠠᠷᠢᠪ ᠤᠨ ᠳᠠᠭᠠᠤ ᠶᠠᠪᠤᠭᠤᠯᠤᠨ᠎ᠠ᠃
ᠳᠥᠷᠪᠡ᠃ ᠤᠩᠰᠢᠭᠴᠢ ᠮᠣᠩᠭᠣᠯ ᠣᠠ ᠥᠡᠳᠥᠰᠥᠠ ᠣ ᠨᠣᠮ ᠣᠠ ᠰᠡᠡᠩ᠍ ᠦᠨ ᠳᠣᠲᠣᠭᠠᠳᠤ ᠳᠦᠷᠢᠮ᠂ ᠵᠢᠷᠤᠮ ᠤᠨ ᠳᠠᠭᠠᠤ ᠦᠢᠯᠡᠴᠢᠯᠡᠭᠦᠯᠬᠦ ᠳᠦ ᠪᠡᠨ ᠳᠠᠷᠠᠭᠠᠬᠢ ᠡᠷᠬᠡ ᠶᠢ ᠡᠳ᠋ᠯᠡᠵᠦ᠂ ᠡᠭᠦᠷᠭᠡ ᠶᠢ ᠬᠦᠯᠢᠶᠡᠨ᠎ᠡ
4.1 ᠤᠩᠰᠢᠭᠴᠢ ᠨᠢ ᠮᠣᠩᠭᠣᠯ ᠣᠠ ᠥᠡᠳᠥᠰᠥᠠ ᠣ ᠨᠣᠮ ᠣᠠ ᠰᠡᠡᠩ᠍ ᠦᠨ ᠳᠣᠲᠣᠭᠠᠳᠤ ᠳᠦᠷᠢᠮ ᠵᠢᠷᠤᠮ ᠤᠨ ᠳᠠᠭᠠᠤ ᠦᠢᠯᠡᠴᠢᠯᠡᠭᠦᠯᠦᠨ᠎ᠡ᠃
4.2 ᠹᠣᠨᠳ᠋ ᠍ ᠠᠴᠠ ᠵᠠᠬᠢᠶᠠᠯᠠᠭᠰᠠᠨ ᠨᠣᠮ ᠢ ᠬᠤᠪᠢᠯᠤᠨ ᠣᠯᠠᠰᠢᠷᠠᠭᠤᠯᠬᠤ᠂ ᠳᠦᠷᠰᠦ ᠪᠢᠴᠢᠯᠭᠡ ᠬᠢᠬᠦ᠂ ᠡᠬᠡ ᠬᠡᠷᠡᠭᠯᠡᠭᠳᠡᠬᠦᠨ ᠡᠴᠡ ᠵᠢᠷᠤᠭ ᠠᠪᠬᠤ ᠶᠢ ᠬᠣᠷᠢᠭᠯᠠᠨ᠎ᠠ᠃
4.3 ᠨᠣᠮ ᠤᠨ ᠰᠠᠩ ᠠᠴᠠ ᠵᠣᠬᠢᠶᠠᠨ ᠪᠠᠶᠢᠭᠤᠯᠵᠤ ᠪᠤᠢ ᠰᠤᠶᠤᠯ ᠣᠯᠠᠨ ᠨᠡᠶᠢᠲᠡ ᠶᠢᠨ ᠠᠵᠢᠯ ᠳᠤ ᠤᠷᠤᠯᠴᠠᠬᠤ᠂ ᠨᠣᠮ ᠤᠨ ᠰᠠᠩ ᠤᠨ ᠦᠢᠯᠡᠴᠢᠯᠡᠭᠡᠨ ᠦ ᠲᠠᠯ᠎ᠠ ᠪᠠᠷ ᠰᠠᠨᠠᠯ ᠣᠷᠣᠭᠤᠯᠤᠨ᠎ᠠ᠃
4.4 ᠤᠩᠰᠢᠯᠭ᠎ᠠ ᠶᠢᠨ ᠲᠠᠩᠬᠢᠮ ᠠᠴᠠ ᠨᠣᠮ ᠤᠨ ᠰᠠᠩᠴᠢ ᠶᠢᠨ ᠵᠥᠪᠰᠢᠶᠡᠷᠡᠯ ᠦᠭᠡᠢ ᠪᠡᠷ ᠨᠣᠮ ᠠᠪᠴᠤ ᠭᠠᠷᠬᠤ ᠦᠭᠡᠢ᠃
4.5 ᠪᠤᠰᠤᠳ ᠲᠤ ᠰᠠᠭᠠᠳ ᠪᠣᠯᠬᠤ ᠦᠭᠡᠢ᠂ ᠴᠢᠩᠭ᠎ᠠ ᠶᠠᠷᠢᠬᠤ ᠦᠭᠡᠢ ᠬᠠᠷᠢᠯᠴᠠᠭᠠᠨ ᠤ ᠰᠤᠶᠤᠯ ᠲᠠᠢ ᠪᠠᠶᠢᠬᠤ᠃
4.6 ᠨᠣᠮ ᠤᠨ ᠰᠠᠩᠴᠢ ᠶᠢᠨ ᠨᠣᠮ᠂ ᠬᠡᠪᠯᠡᠯ᠂ ᠬᠡᠪᠯᠡᠮᠡᠯ ᠪᠤᠰᠤ ᠮᠠᠲ᠋ᠧᠠᠷᠢᠯ ᠢ ᠭᠡᠮᠲᠦᠭᠡᠬᠦ ᠪᠠ ᠦᠷᠡᠭᠳᠡᠭᠦᠯᠪᠡᠯ 《ᠠᠯᠳᠠᠭᠳᠠᠭᠰᠠᠨ ᠪᠤᠶᠤ ᠭᠡᠮᠲᠦᠭᠡᠭᠰᠡᠨ ᠨᠣᠮ ᠬᠡᠪᠯᠡᠯ ᠢ ᠲᠥᠯᠥᠭᠦᠯᠬᠦ ᠵᠢᠷᠤᠮ》᠍ ᠤᠨ ᠳᠠᠭᠠᠤ ᠲᠥᠯᠦᠵᠦ ᠨᠣᠮ ᠤᠨ ᠰᠠᠩ ᠢ ᠬᠣᠬᠢᠷᠠᠯ ᠦᠭᠡᠢ ᠪᠣᠯᠭᠠᠬᠤ᠃
4.7 ᠨᠣᠮ ᠬᠡᠪᠯᠡᠯ ᠢ ᠲᠣᠳᠣᠷᠬᠠᠢ ᠬᠤᠭᠤᠴᠠᠭ᠎ᠠ ᠪᠠᠷ ᠠᠪᠬᠤ ᠪᠠ ᠬᠠᠭᠤᠯᠪᠤᠷᠢ ᠬᠢᠯᠭᠡᠬᠦ᠃
4.8 ᠨᠣᠮ ᠤᠨ ᠰᠠᠩ ᠤᠨ ᠳᠦᠷᠢᠮ᠂ ᠵᠢᠷᠤᠮ ᠢ ᠵᠥᠷᠢᠴᠡᠭᠰᠡᠨ ᠲᠣᠬᠢᠶᠠᠯᠳᠤᠯ ᠳᠤ ᠤᠩᠰᠢᠭᠴᠢ ᠶᠢᠨ ᠡᠷᠬᠡ ᠶᠢ ᠲᠣᠳᠣᠷᠬᠠᠢ ᠬᠤᠭᠤᠴᠠᠭ᠎ᠠ ᠪᠠᠷ ᠳᠦᠲᠡᠭᠡᠯᠵᠡᠭᠦᠯᠦᠨ᠎ᠡ᠃