
ᠡᠨᠡ ᠤᠳᠠᠭᠠ ᠶ᠋ᠢᠨ ᠨᠣᠮ ᠤ᠋ᠨ ᠪᠠᠶᠠᠷ ᠢ᠋ᠶᠠᠷ ᠨᠣᠮ ᠤ᠋ᠨ ᠰᠠᠩ᠂ ᠨᠣᠮ ᢈᠡᠪᠯᠡᠯ ᠦ᠋ᠨ ᠦᠶᠢᠯᠡᠴᠢᠯᠡᢉᠡ᠂ᠰᠤᠷᠲᠠᠯᠴᠢᠯᠠᠭᠠ᠂ ᠤᠩᠰᠢᠬᠤ ᠰᠣᠶᠤᠯ ᠢ᠋ ᠲᠦᢉᠡᢉᠡᠨ ᠳᠡᠯᢉᠡᠷᠡᢉᠦᠯᢈᠦ᠂ ᠵᠣᢈᠢᠶᠠᠯᠴᠢ᠂ᠤᠩᠰᠢᠭᠴᠢᠳ ᠤ᠋ᠨ ᠬᠠᠷᠢᠯᠴᠠᠭᠠ ᠶ᠋ᠢ ᠪᠡᢈᠢᠵᠢᢉᠦᠯᢈᠦ᠂ ᢈᠡᠷᠡᢉᠯᠡᢉᠡ ᠶ᠋ᠢ ᠨᠡᠮᠡᢉᠳᠡᢉᠦᠯᢈᠦ ᠨᠥᠯᠦᢉᠡᠯᠡᠯ ᠦ᠋ᠨ ᠰᠣᠶᠤᠯ ᠤ᠋ᠨ ᠪᠣᠯᠪᠠᠰᠤᠷᠠᠯ ᠤ᠋ᠨ ᢈᠥᠲᠦᠯᠪᠦᠷᠢ᠂ᠠᠷᠭᠠ ᢈᠡᠮᠵᠢᠶᠡᠨ ᠦ᠋ ᢈᠦᠷᠢᠶᠡᠨ ᠳ᠋ᠦ:
ᠦᠨᠳᠦᠰᠦᠨ ᠦ᠋ ᠨᠣᠮ ᠵᠦᠢ ᠶ᠋ᠢᠨ ᠪᠦᠷᠢᠳᢈᠡᠯ ᠮᠡᠳᠡᢉᠡᠯᠡᠯ ᠦ᠋ᠨ ᠰᠠᠩ ᠳ᠋ᠤ ᠒᠐᠒᠕᠆᠒᠐᠒᠖ ᠣᠨ ᠳ᠋ᠤ ᠰᠢᠨᠡ ᠪᠡᠷ ᢈᠡᠪᠯᠡᢉᠳᠡᢉᠰᠡᠨ ᠨᠣᠮ ᠤ᠋ᠨ ᠮᠡᠳᠡᢉᠡᠯᠡᠯ ᠴᠤᠭᠯᠠᠭᠤᠯᠬᠤ᠂ᠰᠤᠳᠤᠯᠭᠠ ᠠᠪᠬᠤ;
️ᠦᠨᠳᠦᠰᠦᠨ ᠦ᠋ ᠨᠣᠮ ᠤ᠋ᠨ ᠰᠠᠩ ᠠ᠋ᠴᠠ ᠡᠷᢈᠢᠯᠡᠨ ᢈᠡᠪᠯᠡᢉᠦᠯᠦᢉᠰᠡᠨ ᠰᠤᠳᠤᠯᠭᠠᠨ ᠤ᠋ ᠪᠦᠲᠦᢉᠡᠯ᠂ᠨᠣᠮ ᠤ᠋ᠨ ᠬᠤᠳᠠᠯᠳᠤᠭᠠ;
ᠦᠨᠡᠲᠦ ᠬᠣᠪᠤᠷ ᠨᠣᠮ ᠤ᠋ᠨ ᠲᠠᠨᠢᠯᠴᠠᠭᠤᠯᠭᠠ; /ᢈᠡᠪᠯᠡᠮᠡᠯ ᠦᠵᠡᠰᢈᠦᠯᠡᠩ/
“ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ” ᠨᠣᠮ ᠤ᠋ᠨ ᠦᠵᠡᠰᢈᠦᠯᠡᠩ; (ᠮᠠᠭᠤᠨᠰᠦ᠆ᠲᠥᠪ ᠪᠣᠯᠤᠨ ᠰᠠᠯᠪᠤᠷᠢ ᠨᠣᠮ ᠤ᠋ᠨ ᠰᠠᠩ ᠳ᠋ᠤ)
“ᠪᠦᠲᠦᢉᠡᠯᠴᠢ᠆ᠪᠠᠶᠢᠭᠠᠯᠢ” ᠲᠠᠩᢈᠢᠮ ᠤ᠋ᠨ ᢈᠥᠲᠦᠯᠪᠦᠷᠢ᠂ᠪᠦᠲᠦᢉᠡᠯ ᠦ᠋ᠨ ᠦᠵᠡᠰᢈᠦᠯᠡᠩ ᠲᠠᠨᠢᠯᠴᠠᠭᠤᠯᠭᠠ;
ᠨᠣᠮ ᠰᠡᠯᠪᠢᠨ ᠵᠠᠰᠠᠬᠤ᠂ ᠰᠡᠷᢉᠦᢉᠡᠨ ᠵᠠᠰᠠᠪᠤᠷᠢᠯᠠᠬᠤ ᠦᠶᠢᠯᠡ ᠠᠵᠢᠯᠯᠠᠭᠠᠨ ᠤ᠋ ᠲᠠᠨᠢᠯᠴᠠᠭᠤᠯᠭᠠ᠂ ᠵᠥᠪᠯᠡᢉᠡ;
ᠴᠠᢈᠢᠮ ᠨᠣᠮ᠂ ᠻᠢᠨ᠋ᠳ᠋ᠯᠧ ᠨᠣᠮ ᠤ᠋ᠨ ᠲᠠᠨᠢᠯᠴᠠᠭᠤᠯᠭᠠ᠂ VR᠆᠓᠖᠐° ᠲᠠᠨᠢᠯᠴᠠᠭᠤᠯᠭᠠ;
“ᠦᠯᠢᢉᠡᠷ ᠦ᠋ᠨ ᠴᠠᠭ” ᠠᠽᠢ ᠶ᠋ᠢᠨ ᠰᠠᠩ ᠪᠣᠯᠤᠨ ᠯᠣᠷᠢᠨᠧᠲ ᠰᠠᠩ ᠲᠠᠢ ᠬᠠᠮᠲᠤᠷᠠᠭᠰᠠᠨ ᢈᠥᠲᠦᠯᠪᠦᠷᠢ;
ᠣᠨᠴᠠᠯᠢᠭ ᢈᠡᠷᠡᢉᠴᠡᢉᠡᠲᠦ ᠢᠷᢉᠡᠳ ᠲᠦ ᠵᠣᠷᠢᠭᠤᠯᠤᠭᠰᠠᠨ ᠦᠶᠢᠯᠡᠴᠢᠯᠡᢉᠡᠨ ᠦ᠋ ᠲᠠᠨᠢᠯᠴᠠᠭᠤᠯᠭᠠ ᠵᠡᠷᢉᠡ ᠦᠶᠢᠯᠡᠴᠢᠯᠡᢉᠡ ᠶ᠋ᠢ ᢈᠦᠷᢉᠡᠵᠦ ᠪᠠᠶᠢᠨᠠ᠃ ᠪᠦᠲᠦᢉᠡᠯᠴᠢ᠆ᠪᠠᠶᠢᠭᠠᠯᠢ ᠲᠠᠩᢈᠢᠮ ᠤ᠋ᠨ “ᠴᠢᠯᠠᠭᠤ ᠪᠣᠯ ᠭᠠᠶᠢᠬᠠᠮᠰᠢᠭ”, “ᠬᠠᠭᠳᠠᠷᠠᠭᠰᠠᠨ ᠮᠣᠳᠤ ᠶ᠋ᠢ ᠤᠷᠠᠯᠢᠭ ᠤ᠋ᠨ ᠪᠦᠲᠦᢉᠡᠯ ᠪᠣᠯᠭᠠᠬᠤ ᠨᠢ”, “ᠬᠣᠭ ᠬᠠᠶᠠᠭᠳᠠᠯ ᠳᠠᢈᠢᠨ ᠪᠣᠯᠪᠠᠰᠤᠷᠠᠭᠤᠯᠬᠤ᠂ ︽ᠪᠠᠶᠢᠭᠠᠯᠢ ᠪᠣᠯ ᠤᠷᠠᠯᠢᠭ︾ ᠵᠡᠷᢉᠡ ᠲᠠᠨᠢᠨ ᠮᠡᠳᠡᢈᠦᠢ ᠶ᠋ᠢᠨ ᢈᠥᠲᠦᠯᠪᠦᠷᠢ᠂ᠭᠠᠷ ᠤᠷᠠᠯᠠᠯ᠂ ᠵᠢᠷᠤᠭ ᠵᠢᠷᠤᠬᠤ᠂ ᠪᠦᠲᠦᢉᠡᠯᠴᠢ ᠰᠡᠳᢈᠢᢈᠦᠢ ᠶ᠋ᠢ ᢈᠥᢉᠵᠢᢉᠦᠯᢈᠦ ᢈᠥᠲᠦᠯᠪᠦᠷᠢ ᠨᠦ᠋ᢉᠦᠳ ᠦ᠋ᠨ ᠲᠠᠯᠠᠭᠠᠷ ᠮᠡᠳᠡᢉᠡᠯᠡᠯ ᠠᠪᠴᠤ᠂ ᢈᠡᠦᢈᠡᠳ ᠪᠠᠭᠠᠴᠤᠳ ᠢ᠋ ᠬᠠᠮᠤᠷᠤᠭᠰᠠᠨ ᢈᠥᠲᠦᠯᠪᠦᠷᠢ ᠨᠦ᠋ᢉᠦᠳ ᠢ᠋ ᠵᠣᢈᠢᠶᠠᠨ ᠪᠠᠶᠢᠭᠤᠯᠵᠤ ᠪᠠᠶᠢᠨᠠ᠃ ᠲᠠ ᠪᠦᢈᠦᠨ ᠢ᠋ ᠨᠣᠮ ᠤ᠋ᠨ ᠪᠠᠶᠠᠷ ᠢ᠋ᠶᠠᠷ ᠦᠨᠳᠦᠰᠦᠨ ᠦ᠋ ᠨᠣᠮ ᠤ᠋ᠨ ᠰᠠᠩ ᠤ᠋ᠨ ᠠᠰᠠᠷ ᠲᠤ ᠵᠣᠴᠢᠯᠠᠬᠤ ᠶ᠋ᠢ ᠤᠷᠢᠵᠤ ᠪᠠᠶᠢᠨᠠ᠃