
ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠆᠒᠐᠒᠖︽ ᠠᠷᠭᠠ ᢈᠡᠮᠵᠢᠶᠡ
᠒᠐᠒᠖-᠐᠙-᠒᠓
“ᠢᠯᠡᢉᠦᠦ ᠶᠡᢈᠡ ᠤᠩᠰᠢᠶᠠ᠆ᠡᢈᠡ ᠳᠡᠯᠡᢈᠡᠢ ᠪᠡᠨ ᠬᠠᠶᠢᠷᠠᠯᠠᠶᠠ” ᠤᠷᠢᠶᠠ ᠲᠠᠢ ᠔᠐ ᠳ᠋ᠡᢈᠢ ᠤᠳᠠᠭᠠ ᠶ᠋ᠢᠨ ᠨᠣᠮ ᠤ᠋ᠨ ᠪᠠᠶᠠᠷ ᠳ᠂ ᠰᠦᢈᠡᠪᠠᠭᠠᠲᠤᠷ ᠤ᠋ᠨ ᠲᠠᠯᠠᠪᠠᠢ ᠳ᠋ᠤ ᠙ ᠳ᠋ᠦ᠋ᢉᠡᠷ ᠰᠠᠷᠠ ᠶ᠋ᠢᠨ ᠑᠘᠆᠒᠐ ᠤ᠋ ᠡᠳᠦᠷ ᠦ᠋ᠳ ᠲᠦ ᠪᠣᠯᠵᠤ ᠪᠠᠶᠢᠨᠠ᠃ ᠨᠡᠶᠢᠲᠡ ᠪᠡᠷ ᠲᠡᠮᠳᠡᢉᠯᠡᢈᠦ ᠪᠠᠶᠠᠷ ᠤ᠋ᠨ ᠪᠣᠯᠤᠨ ᠲᠡᠮᠳᠡᢉᠯᠡᠯᠲᠦ ᠡᠳᠦᠷ ᠦ᠋ᠳ ᠦ᠋ᠨ ᠲᠤᠬᠠᠢ︽ ᠬᠠᠤᠯᠢ ᠶ᠋ᠢᠨ ᠕᠂᠑᠂᠑᠗ ᠳ᠋ᠠᢈᠢ ᠵᠢᠭᠠᠯᠲᠠ᠂”ᠠᠯᠤᠰ ᠤ᠋ᠨ ᠬᠠᠷᠠᠭᠠ᠆᠒᠐᠕᠐” ᠮᠣᠩᠭᠣᠯ ᠤᠯᠤᠰ ᠤ᠋ᠨ ᠤᠷᠲᠤ ᠬᠤᠭᠤᠴᠠᠭᠠᠨ ᠤ᠋ ᢈᠥᢉᠵᠢᠯ ᠦ᠋ᠨ ᠪᠣᠳᠤᠯᠭᠠ᠂ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠒᠐᠑᠒ ᠣᠨ ᠤ᠋ ᠑᠕᠘ ᠳ᠋ᠤᠭᠠᠷ ᠵᠠᠷᠯᠢᠭ᠂ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨ᠋ᠲ᠋ᠯᠢᠭ ᠰᠣᠶᠤᠯ᠂ ᠤᠷᠠᠯᠢᠭ ᠤ᠋ᠨ ᠭᠠᠵᠠᠷ ᠤ᠋ᠨ ᠳᠠᠷᠤᠭᠠ ᠶ᠋ᠢᠨ ᠪᠠᠲᠤᠯᠠᠭᠰᠠᠨ ᠤᠳᠤᠷᠢᠳᠤᠮᠵᠢ ᠶ᠋ᠢᠨ ᠳᠠᠭᠠᠭᠤ “ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠆᠒᠐᠒᠖” ᠨᠠᠮᠤᠷ ᠤ᠋ᠨ ᠨᠣᠮ ᠤ᠋ᠨ ᠪᠠᠶᠠᠷ ᠢ᠋ ᠳᠠᠷᠠᠭᠠᢈᠢ ᢈᠥᠲᠦᠯᠪᠦᠷᠢ᠂ ᠠᠷᠭᠠ ᢈᠡᠮᠵᠢᠶᠡ ᠵᠣᢈᠢᠶᠠᠨ ᠪᠠᠶᠢᠭᠤᠯᠵᠤ᠂ ᠲᠡᠮᠳᠡᢉᠯᠡᠨ ᠥᠩᢉᠡᠷᠡᢉᠦᠯᠵᠦ ᠪᠠᠶᠢᠨᠠ᠃