
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠵᠢᠯ ᠪᠦᠷᠢ ᠴᠠᠭᠠᠰᠤᠨ ᠪᠠᠷᠢᠮᠲᠠᠲᠤ ᠥᠪ ᠦ᠋ᠨ ᠰᠡᠷᢉᠦᢉᠡᠨ ᠵᠠᠰᠠᠪᠤᠷᠢᠯᠠᠯᠲᠠ᠂ ᠬᠠᠳᠠᠭᠠᠯᠠᠯᠲᠠ ᠬᠠᠮᠠᠭᠠᠯᠠᠯᠲᠠ ᠶ᠋ᠢᠨ ᠴᠢᢉᠯᠡᠯ ᠢ᠋ᠶᠡᠷ ᠣᠯᠠᠨ ᠤᠯᠤᠰ ᠤ᠋ᠨ ᠲᠤᠷᠰᠢᠯᠭᠠ ᠶ᠋ᠢ ᠲᠠᠨᠢᠯᠴᠠᠭᠤᠯᠳᠠᠭ ᠪᠢᠯᠡ᠃ ᠡᠨᠡ ᠤᠳᠠᠭᠠ ᠶᠠᠫᠣᠨ᠋ ᠤᠯᠤᠰ ᠤ᠋ᠨ ᠻᠢᠣᠲ᠋ᠣ᠋ ᠶ᠋ᠢᠨ ᠤᠷᠠᠯᠢᠭ ᠤ᠋ᠨ ᠶᠡᢈᠡ ᠰᠤᠷᠭᠠᠭᠤᠯᠢ ᠶ᠋ᠢᠨ ᠫᠷᠣᠹᠧᠰᠰᠣᠷ᠂ᠰᠣᠶᠤᠯ ᠤ᠋ᠨ ᠥᠪ ᠦ᠋ᠨ ᠰᠡᠷᢉᠦᢉᠡᠨ ᠵᠠᠰᠠᠪᠤᠷᠢᠯᠠᠭᠴᠢ᠂ ᠳ᠋ᠣᠻᠲ᠋ᠣᠷ ᠣᠪᠠᠶᠢᠰᠢ ᠻᠧᠨ᠋ᠲ᠋ᠠᠷᠣ᠋᠆ᠤ᠋ᠨ “ᠶᠠᠫᠣᠨ᠋ ᠤᠯᠤᠰ ᠤ᠋ᠨ ᠰᠣᠶᠤᠯ ᠤ᠋ᠨ ᠥᠪ ᠢ᠋ ᠬᠠᠮᠠᠭᠠᠯᠠᠬᠤ ᠲᠣᠭᠲᠠᠯᠴᠠᠭᠠ: ᠥᠩᢉᠡᠷᠡᢉᠰᠡᠨ ᠦᠶᠡ ᠪᠠ ᠣᠳᠤ” ᠰᠡᠳᠦᠪᠲᠦ ᠯᠧᠻᠼ ᠢ᠋ ᢈᠦᠷᢉᠡᠵᠦ ᠪᠠᠶᠢᠨᠠ᠃ ᠲᠠ ᠪᠦᢈᠦᠨ ᠢ᠋ ᠥᠷᢉᠡᠨ ᠢ᠋ᠶᠡᠷ ᢈᠦᠷᠦᠯᠴᠡᠨ ᠢᠷᠡᠵᠦ᠂ ᠰᠣᠶᠤᠯ ᠤ᠋ᠨ ᠥᠪ ᠦ᠋ᠨ ᠰᠡᠷᢉᠦᢉᠡᠨ ᠵᠠᠰᠠᠪᠤᠷᠢᠯᠠᠯᠲᠠ᠂ ᠬᠠᠳᠠᠭᠠᠯᠠᠯᠲᠠ ᠬᠠᠮᠠᠭᠠᠯᠠᠯᠲᠠ ᠶ᠋ᠢᠨ ᠲᠠᠯᠠᠭᠠᠷᢈᠢ ᠣᠯᠠᠨ ᠤᠯᠤᠰ ᠤ᠋ᠨ ᠲᠤᠷᠰᠢᠯᠭᠠ ᠠ᠋ᠴᠠ ᠬᠤᠪᠢᠶᠠᠯᠴᠠᠬᠤ ᠶ᠋ᠢ ᠤᠷᠢᠵᠤ ᠪᠠᠶᠢᠨᠠ᠃ ᢈᠡᠵᠢᠶᠡ: ᠒᠐᠒᠖ ᠣᠨ ᠤ᠋ ᠙ ᠳ᠋ᠦ᠋ᢉᠡᠷ ᠰᠠᠷᠠ ᠶ᠋ᠢᠨ ᠒᠑᠆ᠶ᠋ᠢᠨ ᠡᠳᠦᠷ᠂ ᠑᠐:᠐᠐ ᠴᠠᠭ
ᠪᠠᠶᠢᠷᠢᠰᠢᠯ: ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠲᠥᠪ ᠪᠠᠶᠢᠷᠢ᠂ ᠦᠨᠡᠲᠦ ᠬᠣᠪᠤᠷ ᠨᠣᠮ ᠤ᠋ᠨ ᠮᠦᠽᠧᠢ (᠒ ᠳ᠋ᠤᠭᠠᠷ ᠳᠠᠪᠬᠤᠷ)