
ᠮᠣᠩᠭᠣᠯ ᠤ᠋ᠨ ᠣᠷᠴᠢᠨ ᠴᠠᠭ ᠤ᠋ᠨ ᠪᠣᠯᠪᠠᠰᠤᠷᠠᠯ ᠤ᠋ᠨ ᠰᠠᠭᠤᠷᠢ ᠶ᠋ᠢ ᠲᠠᠯᠪᠢᠯᠴᠠᠭᠰᠠᠨ᠂ᠣᠯᠠᠨ ᠮᠢᠩᠭᠠᠨ ᠱᠠᠪᠢ ᠨᠠᠷ ᠤ᠋ᠨ ᠢ᠋ᠶᠠᠨ ᠳᠤᠷᠠᠰᠤᠮᠵᠢ᠂ ᠠᠮᠢᠳᠤᠷᠠᠯ ᠤ᠋ᠨ ᠵᠠᠮᠨᠠᠯ ᠳ᠋ᠤ ᠥᠨᠦᠳᠦᠷ ᠴᠦ ᠳᠠᠭᠤᠷᠠᠰᠤᠭᠳᠠᠭᠰᠠᠭᠠᠷ ᠪᠤᠢ ᠫᠦᠷᠵᠡᠢ ᠶ᠋ᠢᠨ ᠳᠠᠸᠠ ᠶ᠋ᠢᠨ ᠦᠶᠢᠯᠡᠰ ᠪᠦᠲᠦᢉᠡᠯ ᠢ᠋ ᠮᠥᠩᢈᠡᠯᠡᠨ ᠦᠯᠡᠳᠡᢉᠡᢈᠦ ᠵᠣᠷᠢᠯᠭᠠ ᠪᠠᠷ ᠪᠦᠲᠦᢉᠡᢉᠰᠡᠨ “ᠳᠠᠸᠠ ᠵᠠᢈᠢᠷᠤᠯ” ᢈᠥᠷᠦᢉ ᠨᠡᠪᠲᠡᠷᠡᢉᠦᠯᢉᠡ᠂ “ᠳᠠᠸᠠ ᠪᠠᠭᠰᠢ” ᠨᠣᠮ ᠤ᠋ᠨ ᠨᠡᢉᠡᢉᠡᠯᠲᠡ ᠰᠠᠯᠪᠤᠷᠢ ᠨᠣᠮ ᠤ᠋ᠨ ᠰᠠᠩ ᠤ᠋ᠨ ᠦᠵᠡᠰᢈᠦᠯᠡᠩ ᠦ᠋ᠨ ᠲᠠᠩᢈᠢᠮ ᠳ᠋ᠤ ᠵᠣᢈᠢᠶᠠᠨ ᠪᠠᠶᠢᠭᠤᠯᠤᠭᠳᠠᠯᠠ᠃ ᠤᠪᠰᠤ ᠠᠶᠢᠮᠠᠭ ᠤ᠋ᠨ ᠤᠤᠭᠠᠨ ᠰᠤᠷᠭᠠᠭᠤᠯᠢ ᠨᠤᠭᠤᠳ ᠤ᠋ᠨ ᠨᠢᢉᠡ ᠪᠣᠯᠬᠤ ᠑᠆ᠷ ᠑᠐ ᠵᠢᠯ ᠦ᠋ᠨ ᠰᠤᠷᠭᠠᠭᠤᠯᠢ ᠶ᠋ᠢᠨ ᠑᠐᠐ ᠵᠢᠯ ᠦ᠋ᠨ ᠣᠢ ᠳ᠋ᠤ ᠵᠣᠷᠢᠭᠤᠯᠤᠨ ᠡᠷᢉᠦᠨ ᠪᠠᠷᠢᠵᠤ ᠪᠤᠢ ᠤᠭ ᠲᠥᠰᠦᠯ ᠦ᠋ᠨ ᠰᠠᠨᠠᠭᠠᠴᠢᠯᠠᠭᠴᠢ᠂ᠫᠷᠣᠳ᠋ᠶᠦ᠋ᠰᠧᠷ ᠢ᠋ᠶᠡᠷ ᠳᠠᠸᠠ ᠪᠠᠭᠰᠢ ᠶ᠋ᠢᠨ ᢈᠦᠷᢉᠡᠨ ᠮᠣᠩᠭᠣᠯ ᠤᠯᠤᠰ ᠤ᠋ᠨ ᠤᠷᠠᠯᠢᠭ ᠤ᠋ᠨ ᠭᠠᠪᠢᠶᠠᠲᠤ ᠵᠢᠳᢈᠦᠯᠲᠡᠨ᠂ᠣᠷᠣᠰ ᠤ᠋ᠨ ᠬᠣᠯᠪᠤᠭᠠᠨ ᠤ᠋ ᠤᠯᠤᠰ ᠤ᠋ᠨ ᠪᠤᠷᠢᠶᠠᠳ ᠤᠯᠤᠰ ᠤ᠋ᠨ ᠰᠣᠶᠤᠯ ᠤ᠋ᠨ ᠭᠠᠪᠢᠶᠠᠲᠤ ᠵᠢᠳᢈᠦᠯᠲᠡᠨ ᠳ᠂ᠴᠡᠷᠢᠩᠰᠠᠮᠪᠤᠤ ᠪᠣᠯᠤᠨ ᠲᠡᢉᠦᠨ ᠦ᠋ ᠬᠠᠨᠢ ᠳ᠂ᠮᠦᠩᢈᠡᢉᠡᠷᠡᠯ ᠨᠠᠷ᠂ “ᠳᠠᠸᠠ ᠪᠠᠭᠰᠢ” ᠨᠣᠮ ᠤ᠋ᠨ ᠵᠣᢈᠢᠶᠠᠭᠴᠢ ᠪᠠᠷ ᠰᠡᠳᢈᠦᠯᠴᠢ ᠬᠠ᠂ᠪᠣᠯᠤᠷᠮᠠ ᠨᠠᠷ ᠠᠵᠢᠯᠯᠠᠭᠰᠠᠨ ᠪᠠᠶᠢᠨᠠ᠃









