ᠪᠤᠴᠠᠬᠤ
ᠦᠨᠳᠦᠰᠦᠨ ᠦ᠋ ᠪᠢᠴᠢᢉ ᠰᠣᠶᠤᠯ᠂ ᠨᠣᠮ ᠤ᠋ᠨ ᠡᠳᠦᠷ ᠦ᠋ᠳ᠆᠒᠐᠒᠖
᠒᠐᠒᠖-᠐᠙-᠒᠔

ᠨᠠᠮᠤᠷ ᠤ᠋ᠨ ᠨᠣᠮ ᠤ᠋ᠨ ᠪᠠᠶᠠᠷ ᠢ᠋ ᠲᠣᢈᠢᠶᠠᠯᠳᠤᠭᠤᠯᠤᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠠ᠋ᠴᠠ ᠡᠷᢈᠢᠯᠡᠨ ᠭᠠᠷᠭᠠᠭᠰᠠᠨ “MARC᠒᠑ ᠹᠣᠷᠮᠠᠲ ᠲᠤ ᠰᠠᠭᠤᠷᠢᠯᠠᠭᠰᠠᠨ ᠻᠠᠲ᠋ᠠᠯᠣᢉᠢᠵᠢᠭᠤᠯᠤᠯᠲᠠ ᠶ᠋ᠢᠨ ᠭᠠᠷ ᠤ᠋ᠨ ᠠᠪᠤᠯᠭ᠎ᠠ” ᠨᠣᠮ ᠤ᠋ᠨ ᠨᠡᢉᠡᢉᠡᠯᠲᠡ ᠒᠐᠒᠖ ᠣᠨ ᠤ᠋ ᠙᠆ᠷ ᠰᠠᠷ᠎ᠠ ᠶ᠋ᠢᠨ ᠑᠘᠆ᠤ᠋ ᠡᠳᠦᠷ ᠰᠠᠯᠪᠤᠷᠢ ᠨᠣᠮ ᠤ᠋ᠨ ᠰᠠᠩ ᠳ᠋ᠤ ᠵᠣᢈᠢᠶᠠᠨ ᠪᠠᠶᠢᠭᠤᠯᠤᠭᠳᠠᠯ᠎ᠠ᠃ ᠨᠡᢉᠡᢉᠡᠯᠲᠡ ᠶ᠋ᠢᠨ ᠦᠶᠢᠯᠡ ᠠᠵᠢᠯᠯᠠᠭᠠᠨ ᠳ᠋ᠤ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠥᠪ ᠨᠣᠮ ᠤ᠋ᠨ ᠰᠠᠩ᠂ᢈᠡᠦᢈᠡᠳ ᠦ᠋ᠨ ᠲᠥᠪ ᠨᠣᠮ ᠤ᠋ᠨ ᠰᠠᠩ᠂ ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨ᠋ᠰᠣᠷᠼᠢᠦ᠋ᠮ᠂ᠫᠠᠷᠯᠠᠮᠧᠨ᠋ᠲ ᠤ᠋ᠨ ᠨᠣᠮ ᠤ᠋ᠨ ᠰᠠᠩ᠂ ᠠ‍᠂ᠰᠢ‍᠂ᠤ‍᠂ᠶᠡ‍᠂ᠶᠡ‍᠂ᠰᠤ‍᠂ ᠰᠢ‍᠂ᠤ‍᠂ᠲᠧ‍᠂ᠶᠡ‍᠂ᠰᠤ‍᠂ ᠮᠣ‍᠂ᠤ‍᠂ᠶᠡ‍᠂ᠰᠤ‍᠂ ᠰᠣ‍᠂ᠤ‍᠂ᠶᠡ‍᠂ᠰᠤ‍᠂ ᠮᠣ‍᠂ᠤ‍᠂ᠪᠢ‍᠂ᠰᠤ‍᠂ᢈᠥ‍᠂ᠠ‍᠂ᠶᠡ‍᠂ᠰᠢ‍᠂ ᠰᠢᠨ᠎ᠡ ᠠᠨᠠᠭᠠᠬᠤ ᠤᠬᠠᠭᠠᠨ ᠤ᠋ ᠢ‍᠂ᠰ᠂ᠳ᠋‍᠂ᢈᠢ‍᠂ᠰᠤ‍᠂ ᠪᢈᠢ‍᠂ᠰᠤ‍᠂ ᠡᠲᠦᢉᠡᠨ ᠶᠡᢈᠡ ᠰᠤᠷᠭᠠᠭᠤᠯᠢ ᠨᠤᠭᠤᠳ ᠤ᠋ᠨ ᠨᠣᠮ ᠤ᠋ᠨ ᠰᠠᠩ ᠤ᠋ᠳ᠂ ᠮᠣᠩᠭᠣᠯ ᠠᠷᠠᠳ ᠤ᠋ᠨ ᠨᠠᠮ ᠤ᠋ᠨ ᠨᠣᠮ ᠤ᠋ᠨ ᠰᠠᠩ ᠤ᠋ᠨ ᠲᠥᠯᠦᢉᠡᠯᠡᠯ ᠦ᠋ᠳ ᠪᠣᠯᠤᠨ ᠰᠣᠶᠤᠯ ᠤ᠋ᠨ ᠳᠡᢉᠡᠳᠦ ᠰᠤᠷᠭᠠᠭᠤᠯᠢ ᠶ᠋ᠢᠨ ᠪᠠᠭᠰᠢ ᠨᠠᠷ ᠤ᠋ᠨ ᠨᠡᠶᠢᠲᠡ ᠔᠐ ᠭᠠᠷᠤᠢ ᢈᠦᠮᠦᠨ ᠣᠷᠤᠯᠴᠠᠯ᠎ᠠ᠃ ᠦᠶᠢᠯᠡ ᠠᠵᠢᠯᠯᠠᠭ᠎ᠠ ᠶ᠋ᠢ ᠮᠣ‍᠂ᠤ‍᠂ᠦ‍᠂ᠨᠡ‍᠂ᠰᠤ‍᠆ᠶ᠋ᠢᠨ ᠶᠡᠷᠦᠩᢈᠡᠢ ᠨᠣᠮ ᠤ᠋ᠨ ᠰᠠᠩᠴᠢ ᠲ‍᠂ᠪᠠᠶᠠᠷᠯᠠᠬᠤ ᠨᠡᢉᠡᢉᠡᠵᠦ᠂ᠦᢉᠡ ᢈᠡᠯᠡᢉᠰᠡᠨ ᠪᠣᠯ ᠨᠣᠮ ᠤ᠋ᠨ ᠵᠥᠪᠯᠡᢈᠦ ᠪᠡᠷ ᠠᠵᠢᠯᠯᠠᠭᠰᠠᠨ ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨ᠋ᠰᠣᠷᠼᠢᠦ᠋ᠮ ᠤ᠋ᠨ ᠤᠳᠤᠷᠢᠳᠬᠤ ᠵᠥᠪᠯᠡᠯ ᠦ᠋ᠨ ᠳᠠᠷᠤᠭ᠎ᠠ ᠯ‍᠂ᠭᠠᠩᠲᠤᠯᠭ᠎ᠠ ᠦᢉᠡ ᢈᠡᠯᠡᠵᠦ᠂ᠨᠣᠮ ᠤ᠋ᠨ ᠶᠡᠷᠦᠩᢈᠡᠢ ᠷᠧᠳᠠᠻᠲ᠋ᠣᠷ ᠠ‍᠂ᠨᠢ‍᠂ᠤ‍᠆ᠤ᠋ᠨ ᠡᠮᠦᠨᠡᠳᠦ ᠳ᠋ᠠᠻᠣᠲ᠋ᠠ ᠮᠤᠵᠢ ᠶ᠋ᠢᠨ ᠶᠡᢈᠡ ᠰᠤᠷᠭᠠᠭᠤᠯᠢ ᠶ᠋ᠢᠨ ᠲᠧᢈᠨᠢᠻ ᠦ᠋ᠨ ᠦᠶᠢᠯᠡᠴᠢᠯᠡᢉᠡᠨ ᠦ᠋ ᠠᠯᠪᠠᠨ ᠤ᠋ ᠳᠠᠷᠤᠭ᠎ᠠ ᠳᠡᠳ᠋ ᠫᠷᠣᠹᠧᠰᠰᠣᠷ ᠳ‍᠂ᠡᠨᠡᠷᠢᠯ ᠦ᠋ᠨ ᠸᠢᠳᠧᠣ᠋ ᠮᠡᠨᠳᠦᠴᠢᠯᠡᢉᠡ ᠶ᠋ᠢ ᠳᠠᠮᠵᠢᠭᠤᠯᠤᠯ᠎ᠠ᠃ ᠲᠤᠰ ᠭᠠᠷ ᠤ᠋ᠨ ᠠᠪᠤᠯᠭ᠎ᠠ ᠶ᠋ᠢ ᠣᠯᠠᠨ ᠤᠯᠤᠰ ᠤ᠋ᠨ MARC᠒᠑ ᠹᠣᠷᠮᠠᠲ ᠤ᠋ᠨ ᠲᠠᠯᠠᠭᠠᠷ ᠮᠡᠳᠡᠯᢉᠡ᠂ᠫᠷᠠᠻᠲ᠋ᠢᠻ ᠲᠤᠷᠰᠢᠯᠭᠠᠲᠠᠢ ᠨᠡᠶᠢᠲᠡ ᠶ᠋ᠢᠨ ᠪᠣᠯᠤᠨ ᠶᠡᢈᠡ᠂ ᠳᠡᢉᠡᠳᠦ ᠰᠤᠷᠭᠠᠭᠤᠯᠢ ᠶ᠋ᠢᠨ ᠨᠣᠮ ᠤ᠋ᠨ ᠰᠠᠩ ᠤ᠋ᠨ ᠮᠡᠷᢉᠡᠰᠢᢉᠰᠡᠨ ᠻᠠᠲ᠋ᠠᠯᠣᠭᠴᠢᠳ ᠠ᠋ᠴᠠ ᠰᠠᠨᠠᠯ᠂ᠵᠥᠪᠯᠡᢉᠡ ᠠᠪᠴᠤ᠂ ᠡᠩ ᠦ᠋ᠨ᠂ ᠣᠶᠢᠯᠠᠭᠠᠮᠵᠢᠲᠠᠢ᠂ ᢈᠢᠯᠪᠠᠷ ᠪᠠᠶᠢᠬᠤ ᠪᠠᠷ ᢈᠡᠷᢈᠢᠨ ᠵᠣᠷᠢᠵᠤ ᠪᠣᠯᠪᠠᠰᠤᠷᠠᠭᠤᠯᠤᠭᠰᠠᠨ ᠲᠤᠬᠠᠢ ᠮᠣ‍᠂ᠤ‍᠂ᠦ‍᠂ᠨᠡ‍᠂ᠰᠡ‍᠆ᠦ᠋ᠨ ᠠᠷᠭ᠎ᠠ ᠵᠦᠶᠢᠴᠢ ᠭ‍᠂ᠪᠠᠶᠠᠷᠲᠤᠶᠠᠭ᠎ᠠ ᠲᠠᠨᠢᠯᠴᠠᠭᠤᠯᠤᠯ᠎ᠠ᠃ ᠡᠨᠡ ᢈᠦ ᠭᠠᠷ ᠤ᠋ᠨ ᠠᠪᠤᠯᠭ᠎ᠠ ᠶ᠋ᠢᠨ ᠳᠠᠪᠠᠭᠤ ᠲᠠᠯ᠎ᠠ ᠨᠢ:
• ᠴᠣᠭᠴᠠ ᠮᠡᠳᠡᢉᠡᠯᠡᠯ: MARC᠒᠑ ᠹᠣᠷᠮᠠᠲ ᠤ᠋ᠨ ᠦᠨᠳᠦᠰᠦᠨ ᠣᠶᠢᠯᠠᠭᠠᠯᠲᠠ ᠠ᠋ᠴᠠ ᠭᠠᠳᠠᠨ᠎ᠠ ᠨᠣᠮ ᠵᠦᠢ ᠶ᠋ᠢᠨ ᠪᠣᠯᠤᠨ ᠪᠠᠲᠤᠯᠠᠭᠠᠵᠢᠭᠰᠠᠨ ᠪᠦᠷᠢᠳᢈᠡᠯ ᠢ᠋ ᠪᠠᠭᠲᠠᠭᠠᠭᠰᠠᠨ᠃ • ᠣᠯᠠᠨ ᠤᠯᠤᠰ ᠤ᠋ᠨ ᠰᠲ᠋ᠠᠨ᠋ᠳᠠᠷᠲ: ᠭᠣᠣᠯ ᠲᠠᠯᠠᠪᠤᠷ᠂ ᠢᠯᠡᠳᢈᠡᢉᠦᠷ ᠦ᠋ᠳ ᠢ᠋ ᠠᠩᠯᠢ ᠨᠡᠷᠡᠰᠢᠯ ᠢ᠋ᠶᠡᠷ ᠨᠢ ᠬᠠᠷᠢᠴᠠᠭᠤᠯᠤᠨ᠂ ᠣᠷᠴᠢᠭᠤᠯᠵᠤ ᠲᠠᠶᠢᠯᠪᠤᠷᠢᠯᠠᠭᠰᠠᠨ᠃ • ᠫᠷᠠᠻᠲ᠋ᠢᠻ ᠵᠢᠭᠠᠪᠤᠷᠢ: ᠻᠠᠲ᠋ᠠᠯᠣᢉᠢᠵᠢᠭᠤᠯᠤᠯᠲᠠ ᢈᠢᢈᠦ ᠠᠯᠬᠤᠮ ᠤ᠋ᠳ ᠢ᠋ ᠻᠣᠾᠠ ᠰᠢᠰᠲ᠋ᠧᠮ ᠳᠡᢉᠡᠷ᠎ᠡ ᠵᠢᠱᠢᠶ᠎ᠡ ᠪᠡᠷ ᠬᠠᠷᠠᠭᠤᠯᠤᠭᠰᠠᠨ᠃ • ᠰᠠᠨᠠᠮᠵᠢ᠂ ᠵᠥᠪᠯᠡᠮᠵᠢ: ᠠᠯᠳᠠᠭ᠎ᠠ ᠭᠠᠷᠭᠠᠬᠤ ᠠ᠋ᠴᠠ ᠰᠡᠷᢉᠡᠶᠢᠯᠡᠵᠦ ᠵᠠᠶᠢᠯᠠᠰᠢ ᠦᢉᠡᠢ ᠠᠩᠬᠠᠷᠬᠤ ᢈᠡᠰᠡᢉ ᠦ᠋ᠳ ᠢ᠋ ᠲᠤᠰᠬᠠᠶᠢᠯᠠᠨ ᠲᠡᠮᠳᠡᢉᠯᠡᢉᠰᠡᠨ᠃