ᠪᠤᠴᠠᠬᠤ
ᠮᠣᠩᠭᠣᠯ ᠤᠯᠤᠰ ᠲᠤ ᠪᠠᠶᠢᠩᠭᠤ ᠶ᠋ᠢᠨ ᠠᠵᠢᠯᠯᠠᠭᠠᠲᠠᠢ ᠫᠠᠷᠯᠠᠮᠧᠨ᠋ᠲ ᠪᠠᠶᠢᠭᠤᠯᠤᠭᠳᠠᠭᠰᠠᠨ ᠤ᠋ ᠓᠖ ᠵᠢᠯ ᠦ᠋ᠨ ᠣᠢ ᠶ᠋ᠢᠨ ᠡᠳᠦᠷ
᠒᠐᠒᠖-᠐᠙-᠑᠓

ᠤᠯᠤᠰ ᠤ᠋ᠨ ᠪᠠᠭ᠎ᠠ ᠬᠤᠷᠠᠯ ᠤ᠋ᠨ ᢉᠡᠰᠢᢉᠦᠳ᠂ ᠤᠯᠤᠰ ᠲᠥᠷᠦ᠂ ᠨᠡᠶᠢᢉᠡᠮ ᠦ᠋ᠨ ᠵᠢᠳᢈᠦᠯᠲᠦ ᠨᠦ᠋ᢉᠦᠳ᠂ ᠤᠯᠤᠰ ᠤ᠋ᠨ ᠶᠡᢈᠡ ᠬᠤᠷᠠᠯ ᠤ᠋ᠨ ᠲᠠᠮᠠᠭ᠎ᠠ ᠶ᠋ᠢᠨ ᠭᠠᠵᠠᠷ ᠠ᠋ᠴᠠ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠤ ᠨᠣᠮ ᠬᠠᠨᠳᠢᠪᠯᠠᠯ᠎ᠠ᠃ “ᠨᠡᢉᠡᢉᠡᠯᠲᠡᠲᠡᠢ ᠫᠠᠷᠯᠠᠮᠧᠨ᠋ᠲ: ᠫᠠᠷᠯᠠᠮᠧᠨ᠋ᠲ᠋ᠠᠲᠤ ᠶᠣᠰᠤᠨ ᠤ᠋ ᢈᠥᢉᠵᠢᠯ᠂ ᠴᠢᢉ ᠬᠠᠨᠳᠤᠯᠭ᠎ᠠ” ᠰᠡᠳᠦᠪᠲᠦ ᠡᠷᠳᠡᠮ ᠰᠢᠨᠵᠢᠯᠡᢉᠡᠨ ᠦ᠋ ᠪᠠᠭ᠎ᠠ ᠬᠤᠷᠠᠯ ᠤ᠋ᠨ ᠦᠨᠳᠦᠰᠦᠨ ᠢᠯᠡᠳᢈᠡᠯ ᠢ᠋ ᠤᠯᠤᠰ ᠤ᠋ᠨ ᠪᠠᠭ᠎ᠠ ᠬᠤᠷᠠᠯ᠂ᠤᠯᠤᠰ ᠤ᠋ᠨ ᠶᠡᢈᠡ ᠬᠤᠷᠠᠯ ᠤ᠋ᠨ ᢉᠡᠰᠢᢉᠦᠨ᠂ ᠤᠯᠤᠰ ᠤ᠋ᠨ ᠶᠡᢈᠡ ᠬᠤᠷᠠᠯ ᠤ᠋ᠨ ᠳᠡᠳ᠋ ᠳᠠᠷᠤᠭ᠎ᠠ ᠠᠭᠰᠠᠨ ᠳ᠋ᠣᠻᠲ᠋ᠣᠷ (Ph. D), ᠫᠷᠣᠹᠧᠰᠰᠣᠷ ᠵᠠ‍᠂ᠪᠢᠮᠪᠠᠳᠣᠷᠵᠢ᠂ ᠫᠠᠷᠯᠠᠮᠧᠨ᠋ᠲ ᠤ᠋ᠨ ᠰᠤᠳᠤᠯᠭ᠎ᠠ᠂ ᢈᠥᢉᠵᠢᠯ ᠦ᠋ᠨ ᢈᠦᠷᠢᠶᠡᠯᠡᠩ ᠦ᠋ᠨ ᠡᠷᠳᠡᠮᠲᠡᠨ ᠨᠠᠷᠢᠨ ᠪᠢᠴᠢᢉ ᠦ᠋ᠨ ᠳᠠᠷᠤᠭ᠎ᠠ᠂ ᠳ᠋ᠣᠻᠲ᠋ᠣᠷ ᠭ‍᠂ᠲᠤᠶᠠᠭᠠᢉᠡᠷᠡᠯ ᠨᠠᠷ ᠲᠠᠯᠪᠢᠵᠤ ᢈᠡᠯᠡᠯᠴᠡᢉᠦᠯᠪᠡ᠃ ᠡᠷᠳᠡᠮ ᠰᠢᠨᠵᠢᠯᠡᢉᠡᠨ ᠦ᠋ ᠬᠤᠷᠠᠯ ᠢ᠋ ᠪᠦ‍᠂ᠨᠠ‍᠂ᠮᠣ‍᠂ᠠ‍᠂ᠤ‍᠆ᠤ᠋ᠨ ᠳᠡᠳ᠋ ᠶᠡᠷᠦᠩᢈᠡᠶᠢᠯᠡᢉᠴᠢ᠂ᠤᠯᠤᠰ ᠤ᠋ᠨ ᠪᠠᠭ᠎ᠠ ᠬᠤᠷᠠᠯ ᠤ᠋ᠨ ᠳᠠᠷᠤᠭ᠎ᠠ ᠠᠰᠠᠨ᠂ ᠴᠢᠩᢉᠢᠰ ᠬᠠᠭᠠᠨ ᠣᠳᠤᠨᠲᠤ᠂ ᠮᠣᠩᠭᠣᠯ ᠤᠯᠤᠰ ᠤ᠋ᠨ ᠰᠢᠨᠵᠢᠯᠡᢈᠦ ᠤᠬᠠᠭᠠᠨ ᠤ᠋ ᠭᠠᠪᠢᠶᠠᠲᠤ ᠠᠵᠢᠯᠲᠠᠨ᠂ᠠᠻᠠᠳᠧᠮᠢᠴᠢ ᠷ‍᠂ᠭᠣᠨᠴᠣᠭᠳᠣᠷᠵᠢ ᠨᠢᢉᠡᠳᢈᠡᠨ ᠳ᠋ᠦᠩᠨᠡᠵᠦ᠂ ᠫᠠᠷᠯᠠᠮᠧᠨ᠋ᠲ ᠨᠡᢉᠡᢉᠡᠯᠲᠡᠲᠡᠢ ᠪᠠᠶᠢᠬᠤ ᠲᠤᠬᠠᠢ ᠠᠰᠠᠭᠤᠳᠠᠯ ᠢ᠋ ᠰᠢᠨᠵᠢᠯᠡᢈᠦ ᠤᠬᠠᠭᠠᠨ ᠤ᠋ ᠲᠦᠪᠰᠢᠨ ᠳ᠋ᠦ ᠨᠠᠷᠢᠪᠴᠢᠯᠠᠨ ᠰᠤᠳᠤᠯᠬᠤ ᠱᠠᠭᠠᠷᠳᠠᠯᠭᠠᠲᠠᠢ ᠶ᠋ᠢ ᠲᠡᠮᠳᠡᢉᠯᠡᠯ᠎ᠡ᠃